MN
Хаах
MN

ᠣᠯᠠᠨ ᠤᠯᠤᠰ ᠤ᠋ᠨ ᠫᠷᠤᠻᠦᠷᠤᠷ ᠤ᠋ᠳ ᠤ᠋ᠨ ᠬᠣᠯᠪᠤᠭᠠᠨ ᠤ᠋ ᠠᠽᠢ, ᠨᠣᠮᠤᠬᠠᠨ ᠳᠠᠯᠠᠢ ᠶ᠋ᠢᠨ ᠪᠦᠰᠡ ᠶ᠋ᠢᠨ ᠓ ᠳ᠋ᠠᢈᠢ ᠤᠳᠠᠭ᠎ᠠ ᠶ᠋ᠢᠨ ᠰᠤᠷᠭᠠᠯᠲᠠ ᠳ᠋ᠤ ᠣᠷᠤᠯᠴᠠᠯ᠎ᠠ

A- A A+
ᠣᠯᠠᠨ ᠤᠯᠤᠰ ᠤ᠋ᠨ ᠫᠷᠤᠻᠦᠷᠤᠷ ᠤ᠋ᠳ ᠤ᠋ᠨ ᠬᠣᠯᠪᠤᠭᠠᠨ ᠤ᠋ ᠠᠽᠢ, ᠨᠣᠮᠤᠬᠠᠨ ᠳᠠᠯᠠᠢ ᠶ᠋ᠢᠨ ᠪᠦᠰᠡ ᠶ᠋ᠢᠨ ᠓ ᠳ᠋ᠠᢈᠢ ᠤᠳᠠᠭ᠎ᠠ ᠶ᠋ᠢᠨ ᠰᠤᠷᠭᠠᠯᠲᠠ ᠳ᠋ᠤ ᠣᠷᠤᠯᠴᠠᠯ᠎ᠠ

ᠪᠦᢉᠦᠳᠡ ᠨᠠᠶᠢᠷᠠᠮᠳᠠᠬᠤ ᠰᠣᠯᠤᠩᠭᠤᠰ ᠤᠯᠤᠰ ᠤ᠋ᠨ ᠳᠡᢉᠡᠳᠦ ᠫᠷᠣᠻᠦ᠋ᠷᠣᠷ ᠤ᠋ᠨ ᠭᠠᠵᠠᠷ ᠠ᠋ᠴᠠ ᠲᠤᠰ ᠤᠯᠤᠰ ᠤ᠋ᠨ ᠰᠧᠦ᠋ᠯ ᠬᠣᠲᠠᠨ᠎ᠠ ᠵᠣᢈᠢᠶᠠᠨ ᠪᠠᠶᠢᠭᠤᠯᠤᠭᠰᠠᠨ ᠣᠯᠠᠨ ᠤᠯᠤᠰ ᠤ᠋ᠨ ᠫᠷᠤᠻᠦᠷᠤᠷ ᠤ᠋ᠳ ᠤ᠋ᠨ ᠬᠣᠯᠪᠤᠭᠠᠨ ᠤ᠋ ᠠᠽᠢ, ᠨᠣᠮᠤᠬᠠᠨ ᠳᠠᠯᠠᠢ ᠶ᠋ᠢᠨ ᠪᠦᠰᠡ ᠶ᠋ᠢᠨ ᠓ ᠳ᠋ᠠᢈᠢ ᠤᠳᠠᠭ᠎ᠠ ᠶ᠋ᠢᠨ ᠰᠤᠷᠭᠠᠯᠲᠠ ᠳ᠋ᠤ ᠮᠣᠩᠭᠣᠯ ᠤᠯᠤᠰ ᠤ᠋ᠨ ᠫᠷᠤᠻᠦᠷᠤᠷ ᠤ᠋ᠨ ᠪᠠᠶᠢᠭᠤᠯᠤᠯᠭ᠎ᠠ ᠶ᠋ᠢᠨ ᠲᠥᠯᠦᢉᠡᠯᠡᠯ ᠣᠷᠤᠯᠴᠠᠭᠠᠳ ᠢᠷᠡᠯᠦᢉᠡ᠃
ᠰᠤᠷᠭᠠᠯᠲᠠ ᠳ᠋ᠤ ᢈᠢᠲᠠᠳ, ᠶᠠᠫᠣᠨ᠋, ᠢᠨ᠋ᠳᠣᠨᠧᠽ, ᠰᠠᠦ᠋ᠳ᠋ ᠤ᠋ᠨ ᠠᠷᠠᠪ, ᠰᠢᠩᠭᠠᠫᠦ᠋ᠷ, ᠲᠠᠶᠢᠯᠠᠨ᠋ᠳ᠋, ᠻᠠᠮᠪᠣᠵᠢ, ᠸᠢᠧᠲ᠋ᠨᠠᠮ, ᠲᠦᠷᠻ, ᠡᠨᠡᠳᢈᠡᢉ, ᠨᠧᠫᠠᠯ, ᠻᠠᠽᠠᠬᠰᠲ᠋ᠠᠨ᠋, ᠻᠢᠷᢉᠢᠽᠰᠲ᠋ᠠᠨ᠋, ᠬᠣᠩᠭᠤᠨ ᠢ᠋ ᠵᠡᠷᢉᠡ ᠒᠐ ᠣᠷᠴᠢᠮ ᠤᠯᠤᠰ ᠤ᠋ᠨ ᠫᠷᠤᠻᠦᠷᠤᠷ, ᠮᠥᠷᠳᠡᢉᠴᠢ ᠨᠠᠷᠠ ᠣᠷᠤᠯᠴᠠᠵᠤ, ᠲᠤᠷᠰᠢᠯᠭ᠎ᠠ ᠰᠤᠳᠤᠯᠤᠭᠰᠠᠨ ᠪᠠᠶᠢᠨ᠎ᠠ᠃

ᠲᠣᠳᠤᠷᠠᠭᠤᠯᠪᠠᠯ, ᠻᠢᠪᠧᠷ ᢉᠡᠮᠲᠦ ᢈᠡᠷᠡᢉ, ᠻᠷᠢᠫᠲ᠋ᠣᠸᠠᠯᠦ᠋ᠲ ᠪᠣᠯᠤᠨ ᠵᠣᢈᠢᠶᠠᠨ ᠪᠠᠶᠢᠭᠤᠯᠤᠯᠲᠠ ᠲᠠᠢ ᠮᠥᠩᢉᠦ ᠤᠭᠠᠬᠤ ᢉᠡᠮᠲᠦ ᢈᠡᠷᠡᢉ ᠦ᠋ᠨ ᠮᠥᠷᠳᠡᠨ ᠪᠠᠶᠢᠴᠠᠭᠠᠯᠲᠠ, ᠫᠷᠤᠻᠦᠷᠤᠷ ᠤ᠋ᠨ ᢈᠢᠨᠠᠯᠲᠠ, ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭ᠎ᠠ ᠵᠡᠷᢉᠡ ᠰᠡᠳᠦᠪ ᠦ᠋ᠨ ᠳᠣᠣᠷ᠎ᠠ ᠣᠷᠤᠯᠴᠠᠭᠴᠢᠳ ᠢᠯᠡᠳᢈᠡᠯ ᠲᠠᠯᠪᠢᠵᠤ, ᠮᠡᠳᠡᢉᠡᠯᠡᠯ ᠬᠤᠪᠢᠶᠠᠯᠴᠠᠭᠰᠠᠨ ᠦᠷ᠎ᠡ ᠳ᠋ᠦᠩ ᠲᠡᠢ ᠰᠤᠷᠭᠠᠯᠲᠠ ᠪᠣᠯᠵᠡᠢ᠃