ᠫᠷᠣᠻᠦ᠋ᠷᠣᠷ ᠤ᠋ᠨ ᠪᠠᠶᠢᠭᠤᠯᠤᠯᠭᠠ ᠶ᠋ᠢᠨ ᠳᠠᠯᠪᠠᠭᠠ ᠨᠢ ᠲᠤᠰ ᠪᠠᠶᠢᠭᠤᠯᠤᠯᠭᠠ ᠶ᠋ᠢᠨ ᠨᠢᢉᠡᠳᠦᠮᠡᠯ ᠲᠥᠪᠯᠡᠷᠡᢉᠰᠡᠨ ᠤᠳᠤᠷᠢᠳᠤᠯᠭᠠ ᠲᠠᠢ, ᠲᠥᠷᠦ ᠶ᠋ᠢᠨ ᠲᠤᠰᠬᠠᠢ ᠴᠢᢉ ᠡᢉᠦᠷᢉᠡ ᠶ᠋ᠢ ᢈᠡᠷᠡᢉᠵᠢᢉᠦᠯᠦᢉᠴᠢ ᠪᠠᠶᠢᠭᠤᠯᠤᠯᠭᠠ ᠪᠣᠯᠬᠤ ᠶ᠋ᠢᠨ ᠠᠭᠤᠯᠭᠠ ᠶ᠋ᠢ ᠢᠯᠡᠷᢈᠡᠶᠢᠯᠡᠨᠡ᠃ ᠲᠥᠪ ᢈᠡᠰᠡᢉ ᠲᠦ ᠨᠢ ᠫᠷᠣᠻᠦ᠋ᠷᠣᠷ ᠤ᠋ᠨ ᠪᠠᠶᠢᠭᠤᠯᠤᠯᠭᠠ ᠶ᠋ᠢᠨ ᠪᠡᠯᢉᠡᠳᠡᠯ ᠪᠠᠶᠢᠬᠤ ᠪᠠ ᠮᠥᠩᢈᠡ ᢈᠥᢈᠡ ᠲᠩᠷᠢ ᠶ᠋ᠢ ᠪᠢᠯᠢᢉᠳᠡᢉᠰᠡᠨ ᠥᠩᢉᠡ ᠲᠡᠢ ᠪᠠᠶᠢᠨᠠ᠃