MN
Хаах
MN

ᠫᠷᠤᠻᠦᠷᠤᠷ ᠤ᠋ᠨ ᠪᠠᠶᠢᠭᠤᠯᠤᠯᠭ᠎ᠠ ᠶ᠋ᠢᠨ ᠪᠡᠯᢉᠡᠳᠡᠯ

ᠫᠷᠣᠻᠦ᠋ᠷᠣᠷ ᠤ᠋ᠨ ᠲᠤᠬᠠᠢ ᠬᠠᠤᠯᠢ ᠶ᠋ᠢᠨ ᠘ ᠳ᠋ᠤᠭᠠᠷ ᠪᠦᠯᠦᢉ ᠦ᠋ᠨ ᠖᠙ ᠳ᠋ᠦ᠋ᢉᠡᠷ ᠵᠦᠶᠢᠯ ᠳ᠋ᠦ ᠫᠷᠤᠻᠦᠷᠤᠷ ᠤ᠋ᠨ ᠪᠠᠶᠢᠭᠤᠯᠤᠯᠭ᠎ᠠ ᠪᠡᠯᢉᠡᠳᠡᠯ, ᠳᠠᠯᠪᠠᠭ᠎ᠠ, ᠫᠷᠤᠻᠦᠷᠤᠷ ᠳᠦᠷᠢᠮᠲᠦ ᠬᠤᠪᠴᠠᠰᠤ, ᠡᠩᢉᠡᠷ ᠦ᠋ᠨ ᠲᠡᠮᠳᠡᢉ ᠲᠡᠢ ᠪᠠᠶᠢᠬᠤ ᠪᠥᢉᠡᠳ ᠲᠡᠳᠡᢉᠡᠷ ᠢ᠋ ᢈᠡᠷᠡᢉᠯᠡᢈᠦ ᠵᠢᠷᠤᠮ ᠢ᠋ ᠮᠣᠩᠭᠣᠯ ᠤᠯᠤᠰ ᠤ᠋ᠨ ᠶᠡᠷᠦᠩᢈᠡᠶᠢᠯᠡᢉᠴᠢ ᠪᠠᠲᠤᠯᠠᠨ᠎ᠠ ᢉᠡᠵᠦ ᠵᠢᠭᠠᠭᠰᠠᠨ᠃

ᠫᠷᠣᠻᠦ᠋ᠷᠣᠷ ᠤ᠋ᠨ ᠪᠠᠶᠢᠭᠤᠯᠤᠯᠭ᠎ᠠ ᠶ᠋ᠢᠨ ᠪᠡᠯᢉᠡᠳᠡᠯ ᠨᠢ ᠮᠣᠩᠭᠣᠯ ᠤᠯᠤᠰ ᠤ᠋ᠨ ᠨᠤᠲᠤᠭ ᠳᠡᠪᠢᠰᢈᠡᠷ ᠲᠦ ᠡᠷᠡᢉᠦᠦ ᠶ᠋ᠢᠨ ᠬᠠᠤᠯᠢ ᠲᠣᠭᠲᠠᠭᠠᠮᠵᠢ ᠶ᠋ᠢᠨ ᢈᠡᠷᠡᢉᠵᠢᠯᠲᠡ ᠶ᠋ᠢ ᠨᠢᢉᠡ ᠮᠥᠷ ᠬᠠᠩᠭᠠᠭᠤᠯᠬᠤ ᠦᠨᠳᠦᠰᠦᠨ ᠴᠢᢉ ᠡᢉᠦᠷᢉᠡ ᠪᠦᢈᠦᠢ, ᠦᠶᠢᠯᠡ ᠠᠵᠢᠯᠯᠠᠭ᠎ᠠ ᠪᠠᠨ ᠲᠥᠷᠦ ᠶ᠋ᠢᠨ ᠨᠡᠷ᠎ᠡ ᠶ᠋ᠢᠨ ᠡᠮᠦᠨ᠎ᠡ ᠡᠴᠡ ᠶᠠᠪᠤᠭᠤᠯᠳᠠᠭ, ᠪᠡᠶ᠎ᠡ ᠳᠠᠭᠠᠭᠠᠭᠰᠠᠨ, ᠬᠠᠷᠠᠭᠠᠲᠤ ᠪᠤᠰᠤ, ᠰᠢᢉᠦᢈᠦ ᠡᠷᢈᠡ ᠮᠡᠳᠡᠯ ᠢ᠋ ᢈᠡᠷᠡᢉᠵᠢᢉᠦᠯᢈᠦ ᠳ᠋ᠦ ᠣᠷᠤᠯᠴᠠᠭᠴᠢ ᠪᠠᠶᠢᠭᠤᠯᠤᠯᠭ᠎ᠠ ᠪᠣᠯᠬᠤ ᠶ᠋ᠢᠨ ᠠᠭᠤᠯᠭ᠎ᠠ ᠶ᠋ᠢ ᠢᠯᠡᠷᢈᠡᠶᠢᠯᠡᢉᠰᠡᠨ ᠪᠠᠶᠢᠨ᠎ᠠ᠃

ᠫᠷᠣᠻᠦ᠋ᠷᠣᠷ ᠤ᠋ᠨ ᠪᠠᠶᠢᠭᠤᠯᠤᠯᠭ᠎ᠠ ᠶ᠋ᠢᠨ ᠪᠡᠯᢉᠡᠳᠡᠯ ᠨᠢ ᠳᠤᠭᠤᠢ ᢈᠦᠷᠢᠶ᠎ᠡ ᠲᠡᠢ, ᠠᠯᠳᠠᠷ ᠤ᠋ᠨ ᠴᠡᠴᠡᢉ ᠦ᠋ᠨ ᠨᠠᠪᠴᠢᠨ ᠳᠡᢉᠡᠷ᠎ᠡ ᠰᠠᠭᠤᠷᠢᠯᠠᠭᠰᠠᠨ ᠪᠠᠶᠢᠬᠤ ᠪᠠ ᠲᠥᠪ ᢈᠡᠰᠡᢉ ᠲᠦ ᠨᠢ ᠬᠠᠤᠯᠢ ᠴᠠᠭᠠᠵᠠ ᠶ᠋ᠢᠨ ᠰᠦᠷ ᢈᠦᠴᠦ ᠶ᠋ᠢ ᠢᠯᠡᠷᢈᠡᠶᠢᠯᠡᢉᠰᠡᠨ ᠮᠣᠩᠭᠤᠯ ᠪᠠᠮᠪᠠᠢ, ᠰᠡᠯᠡᠮ᠎ᠡ ᠪᠠᠶᠢᠨ᠎ᠠ᠃

ᠪᠠᠮᠪᠠᠢ ᠶ᠋ᠢᠨ ᠴᠡᠩᢈᠡᠷ ᠥᠩᢉᠡ ᠨᠢ ᠫᠷᠣᠻᠦ᠋ᠷᠣᠷ ᠤ᠋ᠨ ᠪᠠᠶᠢᠭᠤᠯᠤᠯᠭ᠎ᠠ ᠶ᠋ᠢ ᠦᠢᠯᠡ ᠠᠵᠢᠯᠯᠠᠭ᠎ᠠ ᠪᠠᠨ ᠲᠥᠷᠦ ᠶ᠋ᠢᠨ ᠨᠡᠷ᠎ᠡ ᠶ᠋ᠢᠨ ᠡᠮᠦᠨ᠎ᠡ ᠡᠴᠡ ᠶᠠᠪᠤᠭᠤᠯᠳᠠᠭ ᠪᠣᠯᠬᠤ ᠶ᠋ᠢ ᠠᠭᠤᠯᠤᠭᠰᠠᠨ ᠮᠥᠩᢈᠡ ᢈᠥᢈᠡ ᠲᠩᠷᠢ ᠶ᠋ᠢ ᠪᠢᠯᠢᢉᠳᠡᢉᠰᠡᠨ, ᠪᠠᠮᠪᠠᠢ ᠶ᠋ᠢ ᠲᠣᠭᠤᠷᠢᠭᠰᠠᠨ ᠨᠠᠶᠢᠮᠠᠨ ᠲᠣᠪᠬᠤ ᠨᠢ ᠳᠥᠷᠪᠡᠨ ᠵᠦᢉ, ᠨᠠᠶᠢᠮᠠᠨ ᠵᠣᠪᢈᠢᠰ ᠢ᠋ ᠢᠯᠡᠷᢈᠡᠶᠢᠯᠡᠨ᠎ᠡ᠃