ᠫᠷᠤᠻᠦᠷᠤᠷ ᠠᠩᠬᠠᠨ ᠱᠠᠲᠤᠨ ᠤ᠋ ᠵᠢᠷᠤᠮ ᠢ᠋ᠶᠠᠷ ᢈᠡᠷᠡᢉ ᢈᠢᠨᠠᠨ ᠰᠢᠢᠳᠪᠦᠷᠢᠯᠡᢈᠦ ᠰᠢᢉᠦᢈᠦ ᠬᠤᠷᠠᠯᠳᠤᠭᠠᠨ ᠳ᠋ᠤ ᠤᠯᠤᠰ ᠤ᠋ᠨ ᠶᠠᠯᠠᠯᠠᠭᠴᠢ ᠪᠠᠷ ᠣᠷᠤᠯᠴᠠᠵᠤ, ᠰᠢᢉᠦᢉᠳᠡᢉᠴᠢ ᠶ᠋ᠢ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠡᠰᠡᢈᠦ ᠶ᠋ᠢ ᠨᠣᠲᠠᠯᠠᠬᠤ ᠡᢉᠦᠷᢉᠡ ᢈᠦᠯᠢᠶᠡᠳᠡᢉ᠃
ᠰᠢᢉᠦᢈᠦ ᠰᠢᢉᠦᢉᠳᠡᢉᠴᠢ ᠶ᠋ᠢ ᢉᠡᠮᠲᠦ ᢈᠡᠷᠡᢉ ᠦᠶᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠭᠰᠠᠨ ᠰᠢᠢᠳᠪᠦᠷᠢ ᠤᠩᠰᠢᠵᠤ ᠰᠣᠨᠤᠰᠬᠠᠭᠰᠠᠨ ᠤ᠋ ᠳᠠᠷᠠᠭᠠ, ᠤᠯᠤᠰ ᠤ᠋ᠨ ᠶᠠᠯᠠᠯᠠᠭᠴᠢ ᢉᠡᠮ ᠪᠤᠷᠤᠭᠤᠲᠠᠢ ᠳ᠋ᠤ ᠲᠣᠭᠠᠴᠠᠭᠰᠠᠨ ᠡᠷᠡᢉᠦᠦ ᠶ᠋ᠢᠨ ᠬᠠᠤᠯᠢ ᠶ᠋ᠢᠨ ᠲᠤᠰᠬᠠᠢ ᠠᠩᢉᠢ ᠶ᠋ᠢᠨ ᠵᠦᠶᠢᠯ, ᢈᠡᠰᠡᢉ ᠦ᠋ᠨ ᢈᠦᠷᠢᠶ ᠡᠨ ᠳ᠋ᠦ ᠰᠢᢉᠦᢉᠳᠡᢉᠴᠢ ᠳ᠋ᠦ ᠣᠨᠤᠭᠳᠠᠭᠤᠯᠬᠤ ᠶᠠᠯᠠ ᠶ᠋ᠢᠨ ᠲᠥᠷᠦᠯ, ᢈᠡᠮᠵᠢᠶᠡ, ᠬᠣᠷᠢᠬᠤ ᠪᠠᠶᠢᠭᠤᠯᠤᠯᠭᠠ ᠶ᠋ᠢᠨ ᠨᠥᢈᠦᠴᠡᠯ, ᠡᠷᠡᢉᠦᠦ ᠶ᠋ᠢᠨ ᠬᠠᠷᠢᠭᠤᠴᠠᠯᠭᠠ ᠠ᠋ᠴᠠ ᠴᠢᠯᠦᢉᠡᠯᠡᢈᠦ, ᠲᠡᠩᠰᠡᢈᠦ, ᠠᠯᠪᠠᠳᠠᠯᠭᠠ ᠶ᠋ᠢᠨ ᠠᠷᠭᠠ ᢈᠡᠮᠵᠢᠶᠡ ᢈᠡᠷᠡᢉᠯᠡᢈᠦ ᠪᠣᠯᠤᠨ ᠪᠤᠰᠤᠳ ᠠᠰᠠᠭᠤᠳᠠᠯ ᠤ᠋ᠨ ᠲᠠᠯᠠ ᠪᠠᠷ ᠳ᠋ᠦᠩᠨᠡᠯᠲᠡ ᠭᠠᠷᠭᠠᠳᠠᠭ᠃
ᠫᠷᠤᠻᠦᠷᠤᠷ ᠨᠢ ᠰᠢᢉᠦᢈᠦ ᠬᠤᠷᠠᠯᠳᠤᠭᠠᠨ ᠤ᠋ ᠪᠠᠲᠤᠯᠠᠭᠠᠵᠢᠭᠰᠠᠨ ᠲᠡᠮᠳᠡᢉᠯᠡᠯ ᠲᠡᠢ ᠲᠠᠨᠢᠯᠴᠠᠵᠤ, ᠕ ᠬᠣᠨᠤᠭ ᠤ᠋ᠨ ᠳᠣᠲᠤᠷᠠ ᠲᠡᠮᠳᠡᢉᠯᠡᠯ ᠳ᠋ᠦ ᠵᠠᠰᠠᠪᠤᠷᠢ ᠥᢉᠡᠷᠡᠴᠢᠯᠡᠯᠲᠡ ᠣᠷᠤᠭᠤᠯᠬᠤ ᠪᠠᠷ ᠪᠣᠯ ᠰᠠᠨᠠᠯ ᠭᠠᠷᠭᠠᠨᠠ᠃
ᠫᠷᠣᠻᠦ᠋ᠷᠣᠷ ᠰᠢᢉᠦᢈᠦ ᠶ᠋ᠢᠨ ᠰᠢᠢᠳᠪᠦᠷᠢ ᠶ᠋ᠢ ᢈᠦᠯᠢᠶᠡᠨ ᠠᠪᠤᠭᠠᠳ ᠰᠢᢉᠦᢈᠦ ᠶ᠋ᠢᠨ ᠲᠣᠭᠲᠠᠭᠠᠯ ᢈᠡᠷᠡᢉ ᠦ᠋ᠨ ᠪᠣᠳᠠᠲᠤ ᠪᠠᠶᠢᠳᠠᠯ ᠲᠠᠢ ᠨᠡᠶᠢᠴᠡᢉᠡ ᠦᢉᠡᠢ, ᠡᠷᠡᢉᠦᠦ ᠶ᠋ᠢᠨ ᠬᠠᠤᠯᠢ ᠶ᠋ᠢ ᠪᠤᠷᠤᠭᠤ ᢈᠡᠷᠡᢉᠯᠡᢉᠰᠡᠨ, ᠡᠷᠡᢉᠦᠦ ᠶ᠋ᠢᠨ ᢈᠡᠷᠡᢉ ᢈᠢᠨᠠᠨ ᠰᠢᠢᠳᠪᠦᠷᠢᠯᠡᢈᠦ ᠬᠠᠤᠯᠢ ᠶ᠋ᠢ ᠨᠣᠴᠤᠲᠠᠢ ᠵᠥᠷᠢᠴᠡᢉᠰᠡᠨ ᢉᠡᠵᠦ ᠦᠵᠡᠪᠡᠯ ᠳᠠᠪᠠᠵᠤ ᠵᠠᠭᠠᠯᠳᠤᠬᠤ ᠱᠠᠲᠤᠨ ᠤ᠋ ᠰᠢᢉᠦᢈᠦ ᠳ᠋ᠦ ᠡᠰᠡᠷᢉᠦᠴᠡᠯ ᠪᠢᠴᠢᠨᠡ᠃