MN
Хаах
MN

ᠵᠥᠷᠢᠴᠡᠯ ᠦ᠋ᠨ ᢈᠡᠷᠡᢉ ᠪᠦᠷᠢᠳᢈᠡᢈᠦ ᠠᠵᠢᠯᠯᠠᠭᠠᠨ ᠳ᠋ᠤ ᠲᠠᠯᠪᠢᠬᠤ ᠫᠷᠤᠻᠦᠷᠤᠷ ᠤ᠋ᠨ ᢈᠢᠨᠠᠯᠲᠠ

ᠵᠥᠷᠢᠴᠡᠯ ᠦ᠋ᠨ ᢈᠡᠷᠡᢉ ᠪᠦᠷᠢᠳᢈᠡᠯᠲᠡ ᠳ᠋ᠦ ᠵᠥᠷᠢᠴᠡᠯ ᠦ᠋ᠨ ᠬᠠᠤᠯᠢ ᠲᠣᠭᠲᠠᠭᠠᠮᠵᠢ ᠶ᠋ᠢᠨ ᢈᠡᠷᠡᢉᠵᠢᠯᠲᠡ ᠶ᠋ᠢ ᠨᠢᢉᠡ ᠮᠥᠷ ᠬᠠᠩᠭᠠᠭᠤᠯᠬᠤ, ᢈᠦᠮᠦᠨ ᠦ᠋ ᠡᠷᢈᠡ, ᠡᠷᢈᠡ ᠴᠢᠯᠦᢉᠡ, ᠨᠡᠶᠢᠲᠡ ᠶ᠋ᠢᠨ ᠠᠰᠢᠭ ᠰᠣᠨᠢᠷᠬᠠᠯ ᠢ᠋ ᠬᠠᠮᠠᠭᠠᠯᠠᠬᠤ, ᠲᠡᢉᠦᠨ ᠢ᠋ ᠵᠥᠷᠢᠴᠡᢉᠳᠡᢈᠦ ᠡᠴᠡ ᠰᠡᠷᢉᠡᠶᠢᠯᠡᢈᠦ, ᠵᠥᠷᠢᠴᠡᢉᠳᠡᢉᠰᠡᠨ ᠡᠷᢈᠡ ᠶ᠋ᠢ ᠰᠡᠷᢉᠦᢉᠡᢈᠦ ᠳ᠋ᠦ ᠫᠷᠤᠻᠦᠷᠤᠷ ᠤ᠋ᠨ ᢈᠢᠨᠠᠯᠲᠠ ᢈᠡᠷᠡᢉᠵᠢᠳᠡᢉ ᠪᠥᢉᠡᠳ ᠵᠥᠷᠢᠴᠡᠯ ᠰᠢᠯᠭᠠᠨ ᠰᠢᠶᠢᠳᠪᠦᠷᠢᠯᠡᢈᠦ ᠲᠤᠬᠠᠢ ᠬᠠᠤᠯᠢ ᠶ᠋ᠢᠨ ᠒,᠒ ᠳ᠋ᠤᠭᠠᠷ ᠵᠦᠶᠢᠯ ᠳ᠋ᠦ ᠵᠢᠭᠠᠭᠰᠠᠨ ᠪᠦᠷᠢᠨ ᠡᠷᢈᠡ ᠶ᠋ᠢ ᢈᠡᠷᠡᢉᠵᠢᢉᠦᠯᠵᠦ, ᠤᠯᠤᠰ ᠤ᠋ᠨ ᢈᠡᠮᠵᠢᠶᠡᠨ ᠳ᠋ᠡᢈᠢ ᠵᠥᠷᠢᠴᠡᠯ ᠦ᠋ᠨ ᠲᠣᠭ᠎ᠠ ᠪᠦᠷᠢᠳᢈᠡᠯ ᠢ᠋ ᠨᠢᢉᠡᠳᢈᠡᠨ ᠬᠠᠷᠢᠭᠤᠴᠠᠳᠠᠭ᠃

ᠫᠷᠣᠻᠦ᠋ᠷᠣᠷ ᠵᠥᠷᠢᠴᠡᠯ ᠦ᠋ᠨ ᢈᠡᠷᠡᢉ ᠪᠦᠷᠢᠳᢈᠡᠯᠲᠡ ᠳ᠋ᠦ ᢈᠢᠨᠠᠯᠲᠠ ᠲᠠᠯᠪᠢᠬᠤ ᠶᠠᠪᠤᠴᠠ ᠳ᠋ᠠᠭᠠᠨ ᠵᠥᠷᠢᠴᠡᠯ ᠦ᠋ᠨ ᢈᠡᠷᠡᢉ, ᠮᠠᠲ᠋ᠧᠷᠢᠠᠯ ᠲᠠᠢ ᠲᠠᠨᠢᠯᠴᠠᠬᠤ ᠨᠢ ᠵᠥᠷᠢᠴᠡᠯ ᠢ᠋ ᠰᠢᠯᠭᠠᠬᠤ ᠶᠠᠪᠤᠴᠠ, ᠠᠵᠢᠯᠯᠠᠭ᠎ᠠ ᠬᠠᠤᠯᠢ ᠳ᠋ᠤ ᠵᠢᠭᠠᠭᠰᠠᠨ ᠤ᠋ ᠳᠠᠭᠠᠭᠤ ᠶᠠᠪᠤᠭᠳᠠᠵᠤ ᠪᠤᠢ ᠡᠰᠡᢈᠦ ᠳ᠋ᠦ ᠴᠢᢉᠯᠡᢉᠳᠡᢈᠦ ᠪᠠ ᠡᠷᢈᠡ ᠪᠦᢈᠦᠢ ᠠᠯᠪᠠᠨ ᠲᠤᠰᠢᠶᠠᠯᠲᠠᠨ ᠠ᠋ᠴᠠ ᠨᠣᠲᠠᠯᠠᠬᠤ ᠪᠠᠷᠢᠮᠲᠠ ᠶ᠋ᠢ ᠬᠠᠤᠯᠢ ᠳ᠋ᠤ ᠵᠢᠭᠠᠭᠰᠠᠨ ᠤ᠋ ᠳᠠᠭᠠᠭᠤ ᠴᠤᠭᠯᠠᠭᠤᠯᠵᠤ ᠪᠡᢈᠢᠵᠢᢉᠦᠯᠦᢉᠰᠡᠨ ᠪᠠᠶᠢᠳᠠᠯ, ᢈᠦᠮᠦᠨ, ᠬᠠᠤᠯᠢ ᠶ᠋ᠢᠨ ᠡᠲᠡᢉᠡᠳ ᠦ᠋ᠨ ᠡᠷᢈᠡ, ᠠᠰᠢᠭ ᠢ᠋ ᠵᠥᠷᠢᠴᠡᢉᠰᠡᠨ ᠡᠰᠡᢈᠦ ᠵᠡᠷᢉᠡ ᢈᠡᠷᠡᢉ ᠪᠦᠷᠢᠳᢈᠡᠯᠲᠡ ᠶ᠋ᠢᠨ ᠠᠵᠢᠯᠯᠠᠭᠠᠨ ᠳ᠋ᠤ ᠪᠦᢈᠦᠯᠢ ᠳ᠋ᠦ ᠨᠢ ᠦᠨᠡᠯᠡᠯᠲᠡ, ᠳ᠋ᠦᠩᠨᠡᠯᠲᠡ ᠥᢉᢉᠦᠨ᠎ᠡ᠃

ᠲᠡᢉᠦᠨᠴᠢᠯᠡᠨ ᠵᠥᠷᠢᠴᠡᠯ ᠦ᠋ᠨ ᢈᠡᠷᠡᢉ ᠪᠦᠷᠢᠳᢈᠡᢈᠦ ᠠᠵᠢᠯᠯᠠᠭᠠᠨ ᠤ᠋ ᠶᠠᠪᠤᠴᠠ ᠳ᠋ᠤ ᠢᠯᠡᠷᠡᢉᠰᠡᠨ ᠵᠥᠷᠢᠴᠡᠯ ᠢ᠋ ᠠᠷᠢᠯᠭᠠᠭᠤᠯᠬᠤ ᠠᠷᠭ᠎ᠠ ᢈᠡᠮᠵᠢᠶ᠎ᠡ ᠠᠪᠤᠨ᠎ᠠ᠃

ᠵᠥᠷᠢᠴᠡᠯ ᠨᠡᠷ᠎ᠡ ᠶ᠋ᠢᠨ ᠳᠣᠣᠷ᠎ᠠ ᢉᠡᠮᠲᠦ ᢈᠡᠷᠡᢉ ᠦ᠋ᠨ ᠰᠢᠨᠵᠢ ᠲᠡᠢ ᠦᠶᠢᠯᠡᠳᠦᠯ ᠳ᠋ᠦ ᠰᠢᠳᢈᠡᠯ ᠣᠨᠤᠭᠳᠠᠭᠤᠯᠵᠤ, ᠶᠠᠯ᠎ᠠ ᠵᠠᠪᠰᠢᠭᠤᠯᠬᠤ ᠦᢉᠡᠢ ᠪᠠᠶᠢᠬᠤ ᠳ᠋ᠤ ᠫᠷᠤᠻᠦᠷᠤᠷ ᠤ᠋ᠨ ᢈᠢᠨᠠᠯᠲᠠ ᠴᠢᢉᠯᠡᢉᠳᠡᠳᠡᢉ᠃