MN
Хаах
MN

ᢈᠡᠷᠡᢉ ᠪᠦᠷᠢᠳᢈᠡᢈᠦ ᠮᠥᠷᠳᠡᠨ ᠪᠠᠶᠢᠴᠠᠭᠠᠬᠤ ᠠᠵᠢᠯᠯᠠᠭᠠᠨ ᠳ᠋ᠤ ᠲᠠᠯᠪᠢᠬᠤ ᠫᠷᠤᠻᠦᠷᠤᠷ ᠤ᠋ᠨ ᢈᠢᠨᠠᠯᠲᠠ

ᠫᠷᠣᠻᠦ᠋ᠷᠣᠷ ᠨᠢ ᠮᠣᠩᠭᠣᠯ ᠤᠯᠤᠰ ᠤ᠋ᠨ ᠦᠨᠳᠦᠰᠦᠨ ᠬᠠᠤᠯᠢ, ᠫᠷᠤᠻᠦᠷᠤᠷ ᠤ᠋ᠨ ᠲᠤᠬᠠᠢ ᠬᠠᠤᠯᠢ, ᠡᠷᠡᢉᠦᠦ ᠶ᠋ᠢᠨ ᢈᠡᠷᠡᢉ ᢈᠢᠨᠠᠨ ᠰᠢᠢᠳᠪᠦᠷᠢᠯᠡᢈᠦ ᠲᠤᠬᠠᠢ ᠬᠠᠤᠯᠢ ᠳ᠋ᠤ ᠵᠢᠭᠠᠭᠰᠠᠨ ᠤ᠋ ᠳᠠᠭᠠᠭᠤ ᠡᠷᠡᢉᠦᠦ ᠶ᠋ᠢᠨ ᢈᠡᠷᠡᢉ ᠦ᠋ᠨ ᢈᠡᠷᠡᢉ ᠪᠦᠷᠢᠳᢈᠡᠯᠲᠡ, ᠮᠥᠷᠳᠡᠨ ᠪᠠᠶᠢᠴᠠᠭᠠᠯᠲᠠ ᠶ᠋ᠢᠨ ᠠᠵᠢᠯᠯᠠᠭ᠎ᠠ ᠬᠠᠤᠯᠢ ᠳ᠋ᠤ ᠵᠢᠭᠠᠭᠰᠠᠨ ᠦᠨᠳᠦᠰᠦᠯᠡᠯ ᠵᠢᠷᠤᠮ ᠤ᠋ᠨ ᠳᠠᠭᠠᠭᠤ ᠶᠠᠪᠤᠭᠳᠠᠵᠤ ᠪᠠᠶᠢᠭ᠎ᠠ ᠡᠰᠡᢈᠦ ᠳ᠋ᠦ ᢈᠢᠨᠠᠯᠲᠠ ᠲᠠᠯᠪᠢᠵᠤ, ᠤᠭ ᠠᠵᠢᠯᠯᠠᠭ᠎ᠠ ᠶ᠋ᠢ ᠤᠳᠤᠷᠢᠳᠤᠨ ᠴᠢᢉᠯᠡᢉᠦᠯᠦᠨ᠎ᠡ᠃

ᢈᠡᠷᠡᢉ ᠪᠦᠷᠢᠳᢈᠡᢈᠦ, ᠮᠥᠷᠳᠡᠨ ᠪᠠᠶᠢᠴᠠᠭᠠᠬᠤ ᠠᠵᠢᠯᠯᠠᠭᠠᠨ ᠳ᠋ᠤ ᠲᠠᠯᠪᠢᠬᠤ ᠫᠷᠤᠻᠦᠷᠤᠷ ᠤ᠋ᠨ ᢈᠢᠨᠠᠯᠲᠠ ᠨᠢ ᢉᠡᠮᠲᠦ ᢈᠡᠷᠡᢉ ᠦ᠋ᠨ ᠲᠠᠯᠠᠭᠠᠷᢈᠢ ᠭᠣᠮᠤᠳᠠᠯ, ᠮᠡᠳᠡᢉᠡᠯᠡᠯ ᠢ᠋ ᢈᠦᠯᠢᠶᠡᠨ ᠠᠪᠬᠤ ᠠ᠋ᠴᠠ ᠡᢈᠢᠯᠡᠵᠦ, ᢈᠡᠷᠡᢉ ᠢ᠋ ᠰᠢᠯᠭᠠᠵᠤ ᠰᠢᠢᠳᠪᠦᠷᠢᠯᠡᢈᠦ ᠪᠦᢈᠦᠢ ᠯᠠ ᠶᠠᠪᠤᠴᠠ ᠳ᠋ᠤ ᠪᠠᠶᠢᠩᠭᠤ, ᠲᠠᠰᠤᠷᠠᠯᠲᠠ ᠦᢉᠡᠢ ᢈᠡᠷᠡᢉᠵᠢᠵᠦ, ᢈᠦᠮᠦᠨ ᠦ᠋ ᠡᠷᢈᠡ, ᠡᠷᢈᠡ ᠴᠢᠯᠦᢉᠡ ᠶ᠋ᠢ ᠵᠥᠷᠢᠴᠡᢈᠦ, ᠬᠠᠤᠯᠢ ᠪᠤᠰᠤ ᠪᠠᠷ ᢈᠢᠵᠠᠭᠠᠷᠯᠠᠬᠤ ᠶᠠᠪᠤᠳᠠᠯ ᠢ᠋ ᠭᠠᠷᠭᠠᠭᠤᠯᠬᠤ ᠦᢉᠡᠢ ᠪᠠᠶᠢᠬᠤ ᠳ᠋ᠤ ᠴᠢᢉᠯᠡᠨ᠎ᠡ᠃

ᠫᠷᠣᠻᠦᠷᠤᠷ ᢈᠡᠷᠡᢉ ᠪᠦᠷᠢᠳᢈᠡᠯᠲᠡ, ᠮᠥᠷᠳᠡᠨ ᠪᠠᠶᠢᠴᠠᠭᠠᠯᠲᠠ ᠶ᠋ᠢᠨ ᠶᠠᠪᠤᠴᠠ ᠳ᠋ᠤ ᠮᠥᠷᠳᠡᢉᠴᠢ, ᠡᠷᢈᠡ ᠪᠦᢈᠦᠢ ᠠᠯᠪᠠᠨ ᠲᠤᠰᠢᠶᠠᠯᠲᠠᠨ ᠤ᠋ ᢈᠡᠷᠡᢉᠵᠢᢉᠦᠯᠵᠦ ᠪᠤᠢ ᠠᠵᠢᠯᠯᠠᠭ᠎ᠠ, ᠰᠢᠶᠢᠳᠪᠦᠷᠢ ᠳ᠋ᠦ ᠨᠢ ᢈᠢᠨᠠᠯᠲᠠ ᠲᠠᠯᠪᠢᠵᠤ, ᠬᠠᠤᠯᠢ ᠵᠥᠷᠢᠴᠡᢉᠰᠡᠨ ᠰᠢᠶᠢᠳᠪᠦᠷᠢ ᠶ᠋ᠢ ᢈᠦᠴᠦᠨ ᠦᢉᠡᠢ ᠪᠣᠯᠭᠠᠵᠤ, ᠬᠠᠷᠢᠭᠤᠴᠠᠯᠭ᠎ᠠ ᠲᠣᠭᠠᠴᠠᠭᠤᠯᠬᠤ ᠡᢉᠦᠷᢉᠡ ᠲᠡᠢ᠃