ᠫᠷᠤᠻᠦᠷᠤᠷ ᠤ᠋ᠨ ᠲᠤᠬᠠᠢ ᠬᠠᠤᠯᠢ ᠶ᠋ᠢᠨ ᠔᠓ ᠳ᠋ᠤᠭᠠᠷ ᠵᠦᠶᠢᠯ ᠦ᠋ᠨ ᠔᠓,᠑ ᠳ᠋ᠡᢈᠢ ᢈᠡᠰᠡᢉ ᠲᠦ “ᠫᠷᠤᠻᠦᠷᠤᠷ ᠤ᠋ᠨ ᠪᠠᠶᠢᠭᠤᠯᠤᠯᠭᠠ ᠤᠯᠤᠰ ᠤ᠋ᠨ ᠶᠡᠷᠦᠩᢈᠡᠢ ᠫᠷᠤᠻᠦᠷᠤᠷ ᠤ᠋ᠨ ᠭᠠᠵᠠᠷ, ᠠᠶᠢᠮᠠᠭ, ᠨᠡᠶᠢᠰᠯᠡᠯ ᠦ᠋ᠨ ᠫᠷᠤᠻᠦᠷᠤᠷ ᠤ᠋ᠨ ᠭᠠᠵᠠᠷ, ᠰᠤᠮᠤ ᠪᠤᠶᠤ ᠰᠤᠮᠤ ᠳᠤᠮᠳᠠ ᠶ᠋ᠢᠨ, ᠳᠡᢉᠦᠷᢉᠡ ᠶ᠋ᠢᠨ ᠫᠷᠤᠻᠦᠷᠤᠷ ᠤ᠋ᠨ ᠭᠠᠵᠠᠷ ᠠ᠋ᠴᠠ ᠪᠦᠷᠢᠳᠦᠨᠡ” ᢉᠡᠵᠦ ᠵᠢᠭᠠᠭᠰᠠᠨ ᠪᠠ ᠔᠓,᠒ ᠳᠠᢈᠢ ᢈᠡᠰᠡᢉ ᠲᠦ “ᠫᠷᠤᠻᠦᠷᠤᠷ ᠤ᠋ᠨ ᢈᠢᠨᠠᠯᠲᠠ ᠶ᠋ᠢᠨ ᠠᠵᠢᠯ ᠤ᠋ᠨ ᠣᠨᠴᠠᠯᠢᢉ ᠢ᠋ ᠬᠠᠷᠠᠭᠠᠯᠵᠠᠨ ᠳᠠᠩᠨᠠᠭᠰᠠᠨ ᠫᠷᠤᠻᠦᠷᠤᠷ ᠤ᠋ᠨ ᠭᠠᠵᠠᠷ ᠪᠠᠶᠢᠭᠤᠯᠵᠤ ᠪᠣᠯᠤᠨᠠ” ᢉᠡᠵᠢᢉᠡ᠃ ᠣᠳᠤ ᠮᠠᠨ ᠤ᠋ ᠤᠯᠤᠰ ᠲᠤ ᢈᠥᠳᠡᠯᢉᠡᢉᠡᠨ ᠦ᠋ ᠠᠶᠤᠯ ᠦᢉᠡᠢ ᠪᠠᠶᠢᠳᠠᠯ ᠤ᠋ᠨ ᠡᠰᠡᠷᢉᠦ ᢉᠡᠮᠲᠦ ᢈᠡᠷᠡᢉ, ᠲᠡᠮᠦᠷ ᠵᠠᠮ, ᠨᠢᠰᢈᠦ ᠶ᠋ᠢᠨ ᠣᠪᠶᠧᠻᠲ ᠲᠤ ᠦᠢᠯᠡᠳᠦᢉᠳᠡᢉᠰᠡᠨ ᢉᠡᠮᠲᠦ ᢈᠡᠷᠡᢉ ᠢ᠋ ᠮᠥᠷᠳᠡᠨ ᠰᠢᠯᠭᠠᠬᠤ ᠠᠵᠢᠯᠯᠠᠭᠠᠨ ᠳ᠋ᠤ ᢈᠢᠨᠠᠯᠲᠠ ᠲᠠᠯᠪᠢᠬᠤ ᠦᠨᠳᠦᠰᠦᠨ ᠴᠢᢉ ᠡᢉᠦᠷᢉᠡ ᠪᠦᢈᠦᠢ ᠳᠠᠩᠨᠠᠭᠰᠠᠨ ᠫᠷᠤᠻᠦᠷᠤᠷ ᠤ᠋ᠨ ᠭᠠᠵᠠᠷ ᠪᠣᠯᠬᠤ “ᠲᠡᢉᠡᢉᠡᠪᠦᠷᠢ ᠶ᠋ᠢᠨ ᠫᠷᠤᠻᠦᠷᠤᠷ ᠤ᠋ᠨ ᠭᠠᠵᠠᠷ” ᠠᠵᠢᠯᠯᠠᠵᠤ ᠪᠠᠶᠢᠨᠠ᠃