MN
Хаах
MN

ᠶᠠᠯ᠎ᠠ ᠡᠳ᠋ᠯᠡᢉᠦᠯᢈᠦ ᠠᠵᠢᠯᠯᠠᠭᠠᠨ ᠳ᠋ᠤ ᢈᠢᠨᠠᠯᠲᠠ ᠲᠠᠯᠪᠢᠬᠤ

ᠮᠣᠩᠭᠣᠯ ᠤᠯᠤᠰ ᠤ᠋ᠨ ᠦᠨᠳᠦᠰᠦᠨ ᠬᠠᠤᠯᠢ ᠶ᠋ᠢᠨ ᠲᠠᠪᠢᠨ ᠵᠢᠷᠭᠤᠳᠤᠭᠠᠷ ᠵᠦᠶᠢᠯ ᠳ᠋ᠦ ᠫᠷᠤᠻᠦᠷᠤᠷ ᠤ᠋ᠨ ᠪᠠᠶᠢᠭᠤᠯᠤᠯᠭ᠎ᠠ ᠶ᠋ᠢᠨ ᠴᠢᢉ ᠡᢉᠦᠷᢉᠡ ᠶ᠋ᠢᠨ “ᠫᠷᠣᠻᠦᠷᠤᠷ ᢈᠡᠷᠡᢉ ᠪᠦᠷᠢᠳᢈᠡᢈᠦ, ᠮᠥᠷᠳᠡᠨ ᠪᠠᠶᠢᠴᠠᠭᠠᠬᠤ, ᠶᠠᠯ᠎ᠠ ᠡᠳ᠋ᠯᠡᢉᠦᠯᢈᠦ ᠠᠵᠢᠯᠯᠠᠭᠠᠨ ᠳ᠋ᠤ ᢈᠢᠨᠠᠯᠲᠠ ᠲᠠᠯᠪᠢᠵᠤ, ᠰᠢᢉᠦᢈᠦ ᠬᠤᠷᠠᠯᠳᠤᠭᠠᠨ ᠳ᠋ᠤ ᠲᠥᠷᠦ ᠶ᠋ᠢᠨ ᠨᠡᠷ᠎ᠡ ᠶ᠋ᠢᠨ ᠡᠮᠦᠨ᠎ᠡ ᠡᠴᠡ ᠣᠷᠤᠯᠴᠠᠨ᠎ᠠ” ᢉᠡᠵᠦ ᠲᠣᠳᠤᠷᠬᠠᠶᠢᠯᠠᠭᠰᠠᠨ᠃

ᠫᠷᠤᠻᠦᠷᠤᠷ ᠤ᠋ᠨ ᠲᠤᠬᠠᠢ ᠬᠠᠤᠯᠢ ᠶ᠋ᠢᠨ ᠒᠒ ᠳ᠋ᠤᠭᠠᠷ ᠵᠦᠶᠢᠯ ᠳ᠋ᠦ ᠫᠷᠤᠻᠦᠷ ᠢ᠋ᠶᠠᠷ ᠶᠠᠯ᠎ᠠ ᠡᠳ᠋ᠯᠡᢉᠦᠯᢈᠦ ᠠᠵᠢᠯᠯᠠᠭᠠᠨ ᠳ᠋ᠤ ᢈᠢᠨᠠᠯᠲᠠ ᠲᠠᠯᠪᠢᠬᠤ ᠳ᠋ᠠᠭᠠᠨ:

  • ᠬᠣᠷᠢᠬᠤ, ᠬᠣᠷᠢᠬᠤ ᠠ᠋ᠴᠠ ᠥᢉᠡᠷ᠎ᠡ ᠲᠥᠷᠦᠯ ᠦ᠋ᠨ ᠶᠠᠯ᠎ᠠ ᠡᠳ᠋ᠯᠡᢉᠦᠯᢈᠦ, ᠲᠡᠩᠰᠡᢈᠦ, ᠠᠯᠪᠠᠳᠠᠯᠭ᠎ᠠ ᠶ᠋ᠢᠨ ᠠᠷᠭ᠎ᠠ ᢈᠡᠮᠵᠢᠶ᠎ᠡ ᠪᠡᠶᠡᠯᠡᢉᠦᠯᢈᠦ ᠠᠵᠢᠯᠯᠠᠭ᠎ᠠ ᠬᠠᠤᠯᠢ ᠶ᠋ᠢᠨ ᠳᠠᠭᠠᠭᠤ ᠶᠠᠪᠤᠭᠳᠠᠵᠤ ᠪᠠᠶᠢᠭ᠎ᠠ ᠡᠰᠡᢈᠦ;
  • ᠶᠠᠯ᠎ᠠ ᠡᠳ᠋ᠯᠡᢉᠦᠯᢈᠦ ᠠᠵᠢᠯᠯᠠᠭ᠎ᠠ ᠲᠠᠢ ᠬᠣᠯᠪᠤᠭ᠎ᠠ ᠲᠠᠢ ᠬᠠᠤᠯᠢ ᠲᠣᠭᠲᠠᠭᠠᠮᠵᠢ ᠶ᠋ᠢ ᠵᠥᠪ ᢈᠡᠷᠡᢉᠯᠡᢉᠰᠡᠨ ᠡᠰᠡᢈᠦ;
  • ᠶᠠᠯ᠎ᠠ ᠡᠳ᠋ᠯᠡᢉᠦᠯᢈᠦ ᠠᠵᠢᠯᠯᠠᠭᠠᠨ ᠳ᠋ᠤ ᢈᠦᠮᠦᠨ ᠦ᠋ ᠡᠷᢈᠡ, ᠡᠷᢈᠡ ᠴᠢᠯᠦᢉᠡ ᠵᠥᠷᠢᠴᠡᢉᠳᠡᢉᠰᠡᠨ ᠡᠰᠡᢈᠦ;
  • ᠪᠠᠷᠢᠪᠴᠢᠯᠠᠬᠤ, ᠴᠠᠭᠳᠠᠨ ᠬᠣᠷᠢᠬᠤ ᠰᠢᠶᠢᠳᠪᠦᠷᠢ ᠶ᠋ᠢ ᠪᠡᠶᠡᠯᠡᢉᠦᠯᢈᠦ ᠠᠵᠢᠯᠯᠠᠭ᠎ᠠ ᠬᠠᠤᠯᠢ ᠪᠠᠷ ᠲᠣᠭᠲᠠᠭᠠᠭᠰᠠᠨ ᠨᠥᢈᠦᠴᠡᠯ, ᠵᠢᠷᠤᠮ ᠳ᠋ᠤ ᠨᠡᠶᠢᠴᠡᠵᠦ ᠪᠠᠶᠢᠭ᠎ᠠ ᠡᠰᠡᢈᠦ ᠶ᠋ᠢ ᢈᠢᠨᠠᠨ᠎ᠠ ᢉᠡᠵᠦ ᠵᠢᠭᠠᠭᠰᠠᠨ