ᠮᠣᠩᠭᠣᠯ ᠤᠯᠤᠰ ᠤᠨ ᠶᠡᠷᠦᠩᠬᠡᠢ ᠫᠷᠣᠻᠦ᠋ᠷᠣᠷ ᠤᠨ ᠭᠠᠵᠠᠷ ᠤᠨ ᠲᠥᠯᠦᢉᠡᠯᠡᠯ ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭᠠᠨ ᠠᠴᠠ ᠵᠡᢉᠦᠨ ᠧᠦᠷᠤᠫᠠ᠂ᠲᠥᠪ ᠠᠽᠢ ᠶ᠋ᠢᠨ ᠪᠦᠰᠡ ᠶ᠋ᠢᠨ ᠑᠐ ᠳ᠋ᠠᠭᠢ ᠤᠳᠠᠭ᠎ᠠ ᠶ᠋ᠢᠨ ᠪᠠᠭ᠎ᠠ ᠬᠤᠷᠠᠯ ᠢ ᠵᠣᠬᠢᠶᠠᠨ ᠪᠠᠶᠢᠭᠤᠯᠬᠤ ᠣᠷᠤᠨ ᠢᠢᠠᠷ ᠰᠣᠩᠭᠤᠭᠳᠠᠭᠰᠠᠨ ᠲᠠᠢ ᠬᠣᠯᠪᠤᠭᠳᠠᠭᠤᠯᠤᠨ ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭᠠᠨ ᠤ ᠤᠳᠤᠷᠢᠳᠤᠯᠭ᠎ᠠ ᠨᠤᠭᠤᠳ ᠲᠠᠢ ᠴᠠᠬᠢᠮ ᠠᠭᠤᠯᠵᠠᠯᠲᠠ ᠭᠢᠯ᠎ᠡ᠃
ᠡᠨᠡ ᠬᠥ ᠠᠭᠤᠯᠵᠠᠯᠲᠠ ᠳ᠋ᠤ ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭᠠᠨ ᠤ ᠲᠠᠯ᠎ᠠ ᠠᠴᠠ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠷᠤᠶᠡᠯ ᠳ᠋ᠣᠨᠠ᠂ ᢉᠦᠢᠢᠴᠡᠳᠭᠡᠬᠥ ᠵᠠᠬᠢᠷᠤᠯ ᠵᠠᠨᠠᠨᠧ ᠺᠬᠠᠰᠤᠲᠤ ᢈᠶᠦᠪᠨᠧᠷ ᠪᠣᠯᠤᠨ ᠶᠡᠷᠦᠩᠬᠡᠢ ᠵᠥᠪᠯᠡᠭᠥ ᠰᠢᠨᠠᠽ ᠮᠦᠽᠠᠹᠹᠧᠷ ᠨᠠᠷ ᠣᠷᠤᠯᠴᠠᠪᠠ᠃
ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭ᠎ᠠ (IAP) ᠨᠢ ᠑᠙᠙᠕ ᠣᠨ ᠳ᠋ᠤ ᠪᠠᠶᠢᠭᠤᠯᠤᠭᠳᠠᠵᠤ᠂ᠡᠳᠦᠭᠡ ᠑᠗᠗ ᠣᠷᠤᠨ ᠤ ᠑᠘᠓ ᢉᠡᠰᠢᢉᠦᠨ ᠪᠠᠶᠢᠭᠤᠯᠤᠯᠭ᠎ᠠ᠂ ᠑᠙᠐᠐ ᠣᠷᠴᠢᠮ ᠪᠡᠶ᠎ᠡ ᠳᠠᠭᠠᠭᠠᠭᠰᠠᠨ ᢉᠡᠰᠢᢉᠦᠳ ᠲᠡᠢ ᠪᠡᠷ ᠦᠢᠯᠡ ᠠᠵᠢᠯᠯᠠᠭ᠎ᠠ ᠪᠠᠨ ᠶᠠᠪᠤᠭᠤᠯᠵᠤ ᠪᠤᠢ ᠳᠡᠯᠡᠭᠡᠢ ᠶ᠋ᠢᠨ ᠫᠷᠣᠻᠦ᠋ᠷᠣᠷ ᠤᠳ ᠢ ᠨᠢᠭᠡᠳᠭᠡᠭᠰᠡᠨ ᠴᠣᠷ ᠤᠨ ᠭᠠᠭᠴᠠ ᠪᠠᠶᠢᠭᠤᠯᠤᠯᠭ᠎ᠠ ᠶᠤᠮ᠃
ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭᠠᠨ ᠤ ᠵᠦᠭ ᠡᠴᠡ ᠵᠡᢉᠦᠨ ᠧᠦᠷᠤᠫᠠ᠂ ᠲᠥᠪ ᠠᠽᠢ ᠶ᠋ᠢᠨ ᠑᠐ ᠳ᠋ᠠᠬᠢ ᠤᠳᠠᠭ᠎ᠠ ᠶ᠋ᠢᠨ ᠪᠠᠭ᠎ᠠ ᠬᠤᠷᠠᠯ ᠨᠢ ᠪᠦᠰᠡ ᠨᠤᠲᠤᠭ᠂ ᠣᠯᠠᠨ ᠤᠯᠤᠰ ᠤᠨ ᠡᠮᠦᠨ᠎ᠡ ᠲᠤᠯᠭᠠᠷᠠᠵᠤ ᠪᠤᠢ ᠠᠰᠠᠭᠤᠳᠠᠯ ᠢ ᠰᠢᠢᠳᠪᠦᠷᠢᠯᠡᠬᠥ ᠳ᠋ᠦ ᠫᠷᠣᠻᠦ᠋ᠷᠣᠷ ᠤᠨ ᠪᠠᠶᠢᠭᠤᠯᠤᠯᠭ᠎ᠠ ᠨᠤᠭᠤᠳ ᠤᠨ ᠬᠠᠮᠲᠤ ᠶ᠋ᠢᠨ ᠠᠵᠢᠯᠯᠠᠭ᠎ᠠ ᠣᠨᠴᠤᠭᠤᠢ ᠠᠴᠢ ᠬᠣᠯᠪᠤᠭᠳᠠᠯ ᠲᠠᠢ ᠶ᠋ᠢ ᠲᠡᠮᠳᠡᢉᠯᠡᠨ ᠤᠭ ᠪᠠᠭ᠎ᠠ ᠬᠤᠷᠠᠯ ᠩ ᠮᠣᠩᠭᠣᠯ ᠤᠯᠤᠰ ᠵᠣᠬᠢᠶᠠᠨ ᠪᠠᠶᠢᠭᠤᠯᠬᠤ ᠳ᠋ᠤ ᠪᠦᠭᠥ ᠲᠠᠯ᠎ᠠ ᠶ᠋ᠢᠨ ᠳᠡᠮᠵᠢᠯᠭᠡ ᠦᠵᠡᢉᠦᠯᠵᠦ᠂ ᠬᠠᠮᠲᠤᠷᠠᠨ ᠠᠵᠢᠯᠯᠠᠬᠤ ᠪᠠᠨ ᠢᠯᠡᠷᠬᠡᠶᠢᠯᠡᠪᠡ᠃
ᠳᠡᢉᠡᠷᠡᠭᠢ ᠠᠭᠤᠯᠵᠠᠯᠲᠠ ᠪᠠᠷ ᠵᠡᢉᠦᠨ ᠧᠦ᠋ᠷᠣᠫᠠ᠂ ᠲᠥᠪ ᠠᠽᠢ ᠶ᠋ᠢᠨ ᠪᠦᠰᠡ ᠶ᠋ᠢᠨ ᠑᠐ ᠳᠡᠬᠢ ᠤᠳᠠᠭ᠎ᠠ ᠶ᠋ᠢᠨ ᠪᠠᠭ᠎ᠠ ᠬᠤᠷᠠᠯ ᠢ ᠒᠐᠒᠕ ᠣᠨ ᠤ ᠐᠖ ᠳ᠋ᠤᠭᠠᠷ ᠰᠠᠷ᠎ᠠ ᠶ᠋ᠢᠨ ᠐᠔ ᠠ ᠐᠖- ᠡᠴᠡ ᠤ ᠡᠳᠦᠷ ᠤᠤᠨ ᠲᠦ ᠵᠣᠬᠢᠶᠠᠨ ᠪᠠᠶᠢᠭᠤᠯᠬᠤ ᠶ᠋ᠢᠨ ᠬᠠᠮᠲᠤ ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭ᠎ᠠ ᠡᢉᠦᠰᠦᠨ ᠪᠠᠶᠢᠭᠤᠯᠤᠭᠳᠠᠭᠰᠠᠨ ᠤ ᠓᠐ ᠵᠢᠯ ᠤᠨ ᠣᠢ ᠶ᠋ᠢ ᠮᠣᠩᠭᠣᠯ ᠤᠯᠤᠰ ᠲᠤ ᠲᠡᠮᠳᠡᢉᠯᠡᠨ ᠥᠩᢉᠡᠷᠡᢉᠦᠯᠭᠥ ᠪᠡᠷ ᠪᠣᠯᠤᠯ᠎ᠠ᠂᠂