ᠤᠪᠰᠤ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ ᠵᠡᢉᠦᠨᠬᠠᠩᠭᠠᠢ᠂ ᠥᠨᠳᠦᠷᠬᠠᠩᠭᠠᠢ᠂ ᠴᠠᠭᠠᠩᠬᠠᠶᠢᠷᠬᠠᠨ᠂ ᢈᠢᠷᠭᠠᠰᠤ᠂ ᠮᠠᠯᠴᠢᠨ ᠰᠤᠮᠤᠳ ᠲᠤ ᠠᠵᠢᠯᠯᠠᠵᠤ᠂ ᠰᠤᠮᠤᠳ ᠤ᠋ᠨ ᢈᠡᠰᠡᢉ ᠦ᠋ᠨ ᠲᠥᠯᠦᢉᠡᠯᠡᢉᠴᠢ ᠶ᠋ᠢᠨ ᠮᠡᠳᠡᢉᠦᠯᢉᠡ ᠠᠪᠬᠤ ᠥᠷᠦᢉᠡ ᠤᠯᠤᠰ ᠤ᠋ᠨ ᠶᠡᠷᠦᠩᢈᠡᠢ ᠫᠷᠤᠻᠦᠷᠤᠷ ᠤ᠋ᠨ ᠒᠐᠑᠗ ᠣᠨ ᠤ᠋ ᠐᠖ ᠳ᠋ᠤᠭᠠᠷ ᠰᠠᠷᠠ ᠶ᠋ᠢᠨ ᠒᠗- ᠤ᠋ ᠡᠳᠦᠷ ᠦ᠋ᠨ ᠠ/᠕᠗ ᠳ᠋ᠤᠭᠠᠷ ᠲᠤᠰᠢᠶᠠᠯ ᠢ᠋ᠶᠠᠷ ᠪᠠᠲᠤᠯᠠᠭᠳᠠᠭᠰᠠᠨ “ᠮᠡᠳᠡᢉᠦᠯᢉᠡ ᠠᠪᠬᠤ ᠥᠷᠦᢉᠡᠨ ᠳ᠋ᠦ ᠲᠠᠯᠪᠢᠭᠳᠠᠬᠤ ᠱᠠᠭᠠᠷᠳᠠᠯᠭᠠ”-ᠳ ᠨᠡᠶᠢᠴᠡᠵᠦ ᠪᠠᠶᠢᠭᠠ ᠡᠰᠡᢈᠦ ᠲᠡᠢ ᠲᠠᠨᠢᠯᠴᠠᠯᠠ᠃ ᠲᠤᠰᠠ ᠱᠠᠭᠠᠷᠳᠠᠯᠭᠠ ᠳ᠋ᠤ “ᠮᠡᠳᠡᢉᠦᠯᢉᠡ ᠠᠪᠬᠤ ᠠᠵᠢᠯᠯᠠᠭᠠᠨ ᠳ᠋ᠤ ᠠᠰᠢᠭᠯᠠᠭᠳᠠᠭᠰᠠᠨ ᠳᠠᠭᠤᠨ ᠤ᠋᠂ ᠳᠦᠷᠦᠰᠦᠨ ᠦ᠋᠂ ᠳᠠᠭᠤ-ᠳᠦᠷᠦᠰᠦᠨ ᠦ᠋ ᠪᠢᠴᠢᠯᢉᠡ ᠶ᠋ᠢ ᠲᠤᠬᠠᠢ ᠪᠦᠷᠢ ᠨᠢ ᠬᠠᠭᠤᠯᠪᠤᠷᠢᠯᠠᠨ ᠠᠪᠬᠤ᠂ ᠬᠠᠳᠠᠭᠠᠯᠠᠬᠤ ᠪᠣᠯᠤᠮᠵᠢ ᠲᠠᠢ ᠲᠥᢈᠦᢉᠡᠷᠦᠮᠵᠢ ᠶ᠋ᠢ ᠠᠰᠢᠭᠯᠠᠬᠤ ᠪᠥᢉᠡᠳ ᠪᠢᠴᠢᠯᢉᠡ ᠶ᠋ᠢ ᠵᠠᠰᠠᠪᠤᠷᠢᠯᠠᠬᠤ᠂ ᠤᠰᠠᠳᠬᠠᠬᠤ ᠵᠡᠷᢉᠡ ᠡᠷᠦᠰᠳᠡᠯ ᠡᠴᠡ ᠪᠦᠷᠢᠨ ᠬᠠᠮᠠᠭᠠᠯᠠᠭᠰᠠᠨ ᠪᠠᠶᠢᠨᠠ” ᢉᠡᠵᠦ ᠵᠢᠭᠠᠭᠰᠠᠨ ᠪᠠᠶᠢᠳᠠᠭ᠃ ᠰᠤᠮᠤᠳ ᠤ᠋ᠨ ᢈᠡᠰᠡᢉ ᠦ᠋ᠨ ᠲᠥᠯᠦᢉᠡᠯᠡᢉᠴᠢ ᠶ᠋ᠢᠨ ᠮᠡᠳᠡᢉᠦᠯᢉᠡ ᠠᠪᠬᠤ ᠥᠷᠦᢉᠡᠨ ᠳ᠋ᠦ ᠲᠧᠯᠧ ᢈᠢᠨᠠᠯᠲᠠ ᠶ᠋ᠢᠨ ᠻᠠᠮᠧᠷ ᠢ᠋ ᠪᠠᠶᠢᠷᠢᠰᠢᠭᠤᠯᠬᠤ᠂ ᠮᠡᠳᠡᢉᠦᠯᢉᠡ ᠶ᠋ᠢᠨ ᠦᠶᠡ ᠶ᠋ᠢᠨ ᠳᠠᠭᠤᠤ᠂ ᠳᠦᠷᠰᠦ ᠶ᠋ᠢ ᠴᠢᠨᠠᠷᠲᠠᠢ ᠪᠢᠴᠢᢈᠦ᠂ ᠪᠢᠴᠢᠯᢉᠡ ᠶ᠋ᠢᠨ ᠬᠠᠳᠠᠭᠠᠯᠠᠯᠲᠠ᠂ ᠬᠠᠮᠠᠭᠠᠯᠠᠯᠲᠠ ᠶ᠋ᠢᠨ ᠠᠶᠤᠯ ᠦᢉᠡᠢ ᠪᠠᠶᠢᠳᠠᠯ ᠢ᠋ ᠬᠠᠩᠭᠠᠵᠤ ᠠᠵᠢᠯᠯᠠᠬᠤ ᠲᠠᠯᠠᠭᠠᠷ ᠠᠶᠢᠮᠠᠭ ᠤ᠋ᠨ ᠴᠠᠭᠳᠠᠭᠠ ᠶ᠋ᠢᠨ ᠭᠠᠵᠠᠷ ᠲᠤ ᠠᠯᠪᠠᠨ ᠪᠢᠴᠢᢉ ᢈᠦᠷᢈᠡᢉᠦᠯᠵᠡᠢ᠃ ᠮᠥᠨ ᠫᠷᠣᠻᠦ᠋ᠷᠣᠷ ᠤ᠋ᠨ ᠪᠠᠶᠢᠭᠤᠯᠤᠯᠭᠠ ᠶ᠋ᠢᠨ ᠦᠢᠯᠡ ᠠᠵᠢᠯᠯᠠᠭᠠ ᠶ᠋ᠢ ᠣᠯᠠᠨ ᠨᠡᠶᠢᠲᠡ ᠳ᠋ᠦ ᠰᠤᠷᠲᠠᠯᠴᠢᠯᠠᠬᠤ᠂ ᢉᠡᠮᠲᠦ ᢈᠡᠷᠡᢉ᠂ ᠵᠥᠷᠢᠴᠡᠯ ᠡᠴᠡ ᠤᠷᠢᠳᠴᠢᠯᠠᠨ ᠰᠡᠷᢉᠡᠶᠢᠯᠡᢈᠦ ᠴᠢᢉᠯᠡᠯ ᠢ᠋ᠶᠡᠷ ᠳᠡᢉᠡᠷᠡᢈᠢ ᠰᠤᠮᠤᠳ ᠤ᠋ᠨ ᠢᠷᢉᠡᠳ ᠲᠡᠢ ᠠᠭᠤᠯᠵᠠᠵᠤ᠂ ᠲᠤᠬᠠᠢ ᠶ᠋ᠢᠨ ᠰᠤᠮᠤ ᠨᠤᠭᠤᠳ ᠲᠤ ᠦᠢᠯᠡᠳᠦᢉᠳᠡᢉᠰᠡᠨ ᢉᠡᠮᠲᠦ ᢈᠡᠷᠡᢉ᠂ ᠵᠥᠷᠢᠴᠡᠯ ᠦ᠋ᠨ ᠲᠠᠯᠠᠭᠠᠷ ᠮᠡᠳᠡᢉᠡᠯᠡᠯ ᠥᢉᠴᠦ ᠠᠵᠢᠯᠯᠠᠭᠰᠠᠨ ᠪᠠᠶᠢᠨᠠ᠃