ᠰᠡᠯᠡᠩᢉᠡ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ ᠒᠐᠒᠔ ᠣᠨ ᠳ᠋ᠤ ᢈᠢᠨᠠᠯᠲᠠ ᠶ᠋ᠢᠨ ᠬᠠᠷᠢᠶᠠ ᠵᠥᠷᠢᠴᠡᠯ ᠰᠢᠯᠭᠠᠨ ᠰᠢᠢᠳᠪᠦᠷᠢᠯᠡᢈᠦ ᠡᠷᢈᠡ ᠪᠦᢈᠦᠢ ᠠᠯᠪᠠᠨ ᠲᠤᠰᠢᠶᠠᠯᠲᠠᠨ ᠨᠤᠭᠤᠳ ᠠ᠋ᠴᠠ ᢈᠦᠮᠦᠨ᠂ ᠬᠠᠤᠯᠢ ᠶ᠋ᠢᠨ ᠡᠲᠡᢉᠡᠳ ᠲᠦ ᠦᠨᠳᠦᠰᠦᠯᠡᠯ ᠦᢉᠡᠢ ᠪᠡᠷ ᠲᠣᠷᠭᠠᠬᠤ ᠰᠢᠳᢈᠡᠯ ᠣᠨᠤᠭᠳᠠᠭᠤᠯᠤᠭᠰᠠᠨ ᠖᠖ ᠵᠥᠷᠢᠴᠡᠯ ᠢᠯᠡᠷᠡᢉᠦᠯᠵᠡᠢ᠃
ᠤᠯᠠᠮ ᠢ᠋ᠶᠠᠷ ᠕᠘ ᠢᠷᢉᠡᠨ᠂ ᠘ ᠠᠵᠤ ᠠᠬᠤᠢ ᠶ᠋ᠢᠨ ᠨᠢᢉᠡᠴᠡ ᠳ᠋ᠦ ᠣᠨᠤᠭᠳᠠᠭᠤᠯᠤᠭᠰᠠᠨ ᠔᠓ ᠰᠠᠶ᠋ᠢ ᠲᠥᢉᠦᠷᠢᢉ ᠦ᠋ᠨ ᠲᠣᠷᠭᠠᠬᠤ ᠰᠢᠳᢈᠡᠯ ᠢ᠋ ᢈᠦᠴᠦᠨ ᠦᢉᠡᠢ ᠪᠣᠯᠭᠠᠭᠤᠯᠬᠤ ᠪᠠᠷ ᠫᠷᠣᠻᠦ᠋ᠷᠣᠷ ᠤ᠋ᠨ ᠳ᠋ᠦᠩᠨᠡᠯᠲᠡ ᠪᠢᠴᠢᠵᠦ᠂ ᠵᠥᠷᠢᠴᠡᢉᠳᠡᢉᠰᠡᠨ ᠡᠷᢈᠡ ᠶ᠋ᠢ ᠨᠢ ᠰᠡᠷᢉᠦᢉᠡᢉᠰᠡᠨ ᠪᠠᠶᠢᠨᠠ᠃
ᠫᠷᠣᠻᠦ᠋ᠷᠣᠷ ᠤ᠋ᠨ ᠪᠠᠶᠢᠭᠤᠯᠤᠯᠭᠠ ᠨᠢ ᠵᠥᠷᠢᠴᠡᠯ ᠰᠢᠯᠭᠠᠨ ᠰᠢᠢᠳᠪᠦᠷᠢᠯᠡᢈᠦ ᠠᠵᠢᠯᠯᠠᠭᠠᠨ ᠤ᠋ ᠶᠠᠪᠤᠴᠠ ᠳ᠋ᠤ ᢈᠦᠮᠦᠨ᠂ ᠬᠠᠤᠯᠢ ᠶ᠋ᠢᠨ ᠡᠲᠡᢉᠡᠳ ᠦ᠋ᠨ ᠬᠠᠤᠯᠢ ᠶᠣᠰᠤᠨ ᠤ᠋ ᠡᠷᢈᠡ᠂ ᠠᠰᠢᠭ ᠰᠣᠨᠢᠷᠬᠠᠯ ᠵᠥᠷᠢᠴᠡᢉᠳᠡᢈᠦ ᠡᠴᠡ ᠤᠷᠢᠳᠴᠢᠯᠠᠨ ᠰᠡᠷᢉᠡᠶᠢᠯᠡᢈᠦ᠂ ᠵᠥᠷᠢᠴᠡᢉᠳᠡᢉᠰᠡᠨ ᠡᠷᢈᠡ ᠶ᠋ᠢ ᠨᠢ ᠰᠡᠷᢉᠦᢉᠡᢈᠦ᠂ ᠨᠡᠶᠢᠲᠡ ᠳ᠋ᠦ ᠤᠴᠠᠷᠠᠭᠰᠠᠨ ᠬᠣᢈᠢᠷᠠᠯ ᠢ᠋ ᠨᠥᢈᠦᠨ ᠲᠥᠯᠦᢉᠦᠯᢈᠦ ᠳ᠋ᠦ ᠠᠩᠬᠠᠷᠴᠤ ᠠᠵᠢᠯᠯᠠᠵᠤ ᠪᠠᠶᠢᠨᠠ᠃