ᠭᠣᠪᠢᠰᠦ᠋ᠮᠪᠦᠷ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ ᠲᠤᠰ ᠠᠶᠢᠮᠠᠭ ᠲᠤ ᠣᠷᠤᠰᠢᠨ ᠰᠠᠭᠤᠳᠠᠭ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠲᠦ ᠪᠠᠶᠢᠭᠤᠯᠤᠯᠭᠠ ᠶ᠋ᠢᠨ ᠦᠢᠯᠡᠴᠢᠯᠡᢉᠡ ᠶ᠋ᠢ ᢈᠢᠯᠪᠠᠷ᠂ ᢈᠦᠷᠲᠡᢉᠡᠮᠵᠢ ᠲᠡᠢ ᢈᠦᠷᢈᠡᢈᠦ ᠡᢉᠦᠳᠡᠨ ᠡᠴᠡ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤᠨ ᠠ᠋ᠴᠠ ᢈᠡᠷᠡᢉᠵᠢᢉᠦᠯᠵᠦ ᠪᠤᠢ “Duudlaga᠃ mn” ᠰᠠᠶᠢᠲ᠂ ᠰᠤᠯᠠ ᠬᠠᠷᠠᠭᠠᠲᠠᠢ ᠢᠷᢉᠡᠳ ᠲᠦ ᠵᠣᠷᠢᠭᠤᠯᠤᠭᠰᠠᠨ ᠲᠣᠮᠤᠷᠠᠭᠤᠯᠳᠠᠭ ᠰᠢᠯᠢ ᠶ᠋ᠢ ᠤᠭᠲᠤᠬᠤ ᢈᠡᠰᠡᢉ ᠲᠦ ᠪᠠᠶᠢᠷᠢᠰᠢᠭᠤᠯᠵᠤ᠂ ᠪᠠᠶᠢᠭᠤᠯᠤᠯᠭᠠ ᠶ᠋ᠢᠨ ᠣᠷᠤᠴᠠ᠂ ᠭᠠᠷᠴᠠ ᠳ᠋ᠤ ᠲᠤᠰᠠᠯᠠᠮᠵᠢ ᠶ᠋ᠢᠨ ᠬᠣᠩᠬᠤ᠂ ᠨᠠᠯᠠᠭᠤ ᠵᠠᠮ ᠭᠠᠷᠭᠠᠬᠤ ᠵᠡᠷᢉᠡ ᠠᠵᠢᠯ ᠢ᠋ ᠵᠣᢈᠢᠶᠠᠨ ᠪᠠᠶᠢᠭᠤᠯᠵᠡᠢ᠃
ᠲᠡᢉᠦᠨᠴᠢᠯᠡᠨ ᠢᠷᢉᠡᠳ ᠡᠴᠡ ᠫᠷᠣᠻᠦ᠋ᠷᠣᠷ ᠤ᠋ᠨ ᠪᠠᠶᠢᠭᠤᠯᠤᠯᠭᠠ ᠳ᠋ᠤ ᠡᠷᢉᠦᠳᠡᠯ᠂ ᠭᠣᠮᠤᠳᠠᠯ ᠭᠠᠷᠭᠠᠬᠤ ᠡᠷᢈᠡ ᠲᠡᠢ ᠬᠣᠯᠪᠤᠭᠠᠲᠠᠢ ᠵᠥᠪᠯᠡᢉᠡ᠂ ᠮᠡᠳᠡᢉᠡᠯᠡᠯ ᠢ᠋ ᠪᠷᠠᠶᠢᠯ ᠦᠰᠦᢉ᠂ ᠲᠣᠮᠤ ᠻᠢᠷᠢᠯᠯ ᠪᠢᠴᠢᢉ ᠢ᠋ᠶᠡᠷ ᠪᠡᠯᠡᠳᢈᠡᠨ ᠠᠶᠢᠮᠠᠭ ᠤ᠋ᠨ ᢈᠥᠳᠡᠯᠮᠦᠷᠢ᠂ ᠬᠠᠯᠠᠮᠵᠢ ᠶ᠋ᠢᠨ ᠦᠢᠯᠡᠴᠢᠯᠡᢉᠡᠨ ᠦ᠋ ᠭᠠᠵᠠᠷ ᠲᠤ ᠪᠠᠶᠢᠷᠢᠰᠢᠭᠤᠯᠵᠤ ᠠᠵᠢᠯᠯᠠᠭᠰᠠᠨ ᠪᠠᠶᠢᠨᠠ᠃
ᠭᠣᠪᠢᠰᠦ᠋ᠮᠪᠦᠷ ᠠᠶᠢᠮᠠᠭ ᠲᠤ ᢈᠥᢉᠵᠢᠯ ᠦ᠋ᠨ ᠪᠡᠷᢈᠡᠰᠢᠶᠡᠯ ᠲᠡᠢ ᠕᠐᠐ ᠭᠠᠷᠤᠢ ᠢᠷᢉᠡᠨ ᠣᠷᠤᠰᠢᠨ ᠰᠠᠭᠤᠳᠠᠭ ᢉᠡᠰᠡᠨ ᠰᠤᠳᠤᠯᠭᠠ ᠪᠠᠶᠢᠳᠠᠭ ᠪᠠᠶᠢᠨᠠ᠃