ᠭᠣᠪᠢᠰᠦ᠋ᠮᠪᠦᠷ ᠠᠶᠢᠮᠠᠭ ᠲᠤ ᢈᠥᢉᠵᠢᠯ ᠦ᠋ᠨ ᠪᠡᠷᢈᠡᠰᠢᠶᠡᠯ ᠲᠡᠢ ᠕᠐᠐ ᠭᠠᠷᠤᠢ ᠢᠷᢉᠡᠨ ᠣᠷᠤᠰᠢᠨ ᠰᠠᠭᠤᠳᠠᠭ ᢉᠡᠰᠡᠨ ᠰᠤᠳᠤᠯᠭᠠ ᠪᠠᠶᠢᠳᠠᠭ ᠪᠠᠶᠢᠨᠠ᠃
ᠰᠡᠯᠡᠩᢉᠡ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ ᠒᠐᠒᠔ ᠣᠨ ᠳ᠋ᠤ ᢈᠢᠨᠠᠯᠲᠠ ᠶ᠋ᠢᠨ ᠬᠠᠷᠢᠶᠠ ᠵᠥᠷᠢᠴᠡᠯ ᠰᠢᠯᠭᠠᠨ ᠰᠢᠢᠳᠪᠦᠷᠢᠯᠡᢈᠦ ᠡᠷᢈᠡ ᠪᠦᢈᠦᠢ ᠠᠯᠪᠠᠨ ᠲᠤᠰᠢᠶᠠᠯᠲᠠᠨ ᠨᠤᠭᠤᠳ ᠠ᠋ᠴᠠ ᢈᠦᠮᠦᠨ᠂ ᠬᠠᠤᠯᠢ ᠶ᠋ᠢᠨ ᠡᠲᠡᢉᠡᠳ ᠲᠦ ᠦᠨᠳᠦᠰᠦᠯᠡᠯ ᠦᢉᠡᠢ ᠪᠡᠷ ᠲᠣᠷᠭᠠᠬᠤ ᠰᠢᠳᢈᠡᠯ ᠣᠨᠤᠭᠳᠠᠭᠤᠯᠤᠭᠰᠠᠨ ᠖᠖ ᠵᠥᠷᠢᠴᠡᠯ ᠢᠯᠡᠷᠡᢉᠦᠯᠵᠡᠢ᠃
ᠬᠣᠪᠳᠤ ᠠᠶᠢᠮᠠᠭ ᠤ᠋ᠨ ᠪᠤᠯᠠᠭᠠᠨ ᠰᠤᠮᠤ ᠳ᠋ᠠᢈᠢ ᠰᠤᠮᠤ ᠳᠤᠮᠳᠠ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠵᠥᠷᠢᠴᠡᠯ ᠰᠢᠯᠭᠠᠨ ᠰᠢᠢᠳᠪᠦᠷᠢᠯᠡᢈᠦ ᠠᠵᠢᠯᠯᠠᠭᠠ ᠶᠠᠪᠤᠭᠤᠯᠬᠤ ᠡᠷᢈᠡ ᠪᠦᢈᠦᠢ ᠪᠠᠶᠢᠭᠤᠯᠤᠯᠭᠠ ᠳ᠋ᠤ ᠰᠢᠨᠡ ᠪᠡᠷ ᠲᠣᠮᠢᠯᠠᠭᠳᠠᠭᠰᠠᠨ ᠠᠯᠪᠠ ᠬᠠᠭᠠᠭᠴᠢᠳ ᠲᠤ ᠰᠤᠷᠭᠠᠯᠲᠠ ᠵᠣᢈᠢᠶᠠᠨ ᠪᠠᠶᠢᠭᠤᠯᠤᠯᠠ᠃
ᠰᠤᠷᠭᠠᠯᠲᠠ ᠳ᠋ᠤ ᠤᠯᠤᠰ᠂ ᠨᠡᠶᠢᠰᠯᠡᠯ᠂ ᠠᠶᠢᠮᠠᠭ᠂ ᠲᠡᢉᠡᢉᠡᠪᠦᠷᠢ᠂ ᠳᠡᢉᠦᠷᢉᠡ᠂ ᠰᠤᠮᠤ ᠳᠤᠮᠳᠠ ᠶ᠋ᠢᠨ ᠫᠷᠣᠻᠦ᠋ᠷᠣᠷ ᠤ᠋ᠨ ᠭᠠᠵᠠᠷ ᠤ᠋ᠨ ᠔᠐᠐ ᠭᠠᠷᠤᠢ ᠫᠷᠣᠻᠦ᠋ᠷᠣᠷ᠂ ᠠᠵᠢᠯᠲᠠᠨ ᠲᠠᠩᢈᠢᠮ ᠪᠣᠯᠤᠨ ᠴᠠᢈᠢᠮ ᢈᠡᠯᠪᠡᠷᠢ ᠪᠡᠷ ᠣᠷᠤᠯᠴᠠᠭᠰᠠᠨ ᠪᠠᠶᠢᠨᠠ᠃
ᢈᠡᠨᠲᠡᠢ ᠠᠶᠢᠮᠠᠭ ᠤ᠋ᠨ ᠪᠣᠷᠤ-ᠥᠨᠳᠦᠷ ᠰᠤᠮᠤ ᠳᠠᢈᠢ ᠰᠤᠮᠤ ᠳᠤᠮᠳᠠ ᠶ᠋ᠢᠨ ᠫᠷᠤᠻᠦᠷᠤᠷ ᠤ᠋ᠨ ᠭᠠᠵᠠᠷ ᠠ᠋ᠴᠠ ᠳᠠᠷᠬᠠᠨ᠂ ᠪᠠᠶᠠᠨᠮᠥ᠋ᠩᢈᠡ᠂ ᠪᠣᠷᠤ-ᠥᠨᠳᠦᠷ᠂ ᠭᠠᠯᠰᠢᠷᠠ ᠰᠤᠮᠤᠳ ᠤ᠋ᠨ ᢈᠡᠮᠵᠢᠶᠡᠨ ᠳ᠋ᠦ ᠒᠐᠒᠔ ᠣᠨ ᠳ᠋ᠤ ᠦᠢᠯᠡᠳᠦᢉᠳᠡᢉᠰᠡᠨ ᠵᠥᠷᠢᠴᠡᠯ ᠦ᠋ᠨ ᢈᠡᠷᠡᢉ ᠦ᠋ᠨ ᠭᠠᠷᠤᠯᠲᠠ᠂ ᠰᠢᠯᠲᠠᠭᠠᠨ ᠨᠥᢈᠦᠴᠡᠯ ᠢ᠋ ᠰᠤᠳᠤᠯᠤᠭᠰᠠᠨ ᠪᠠᠶᠢᠨᠠ᠃
ᠰᠤᠷᠭᠠᠯᠲᠠ ᠳ᠋ᠤ ᠨᠡᠶᠢᠰᠯᠡᠯ ᠦ᠋ᠨ ᠙ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠤ᠋ᠨ ᠗᠔ ᠫᠷᠣᠻᠦ᠋ᠷᠣᠷ᠂ ᠨᠡᠶᠢᠰᠯᠡᠯ ᠦ᠋ᠨ ᠙ ᠳᠡᢉᠦᠷᢉᠡ ᠶ᠋ᠢᠨ ᠴᠠᠭᠳᠠᠭᠠ ᠶ᠋ᠢᠨ ᠭᠠᠵᠠᠷ᠂ ᢈᠡᠯᠲᠡᠰ ᠦ᠋ᠨ ᠓᠔᠓ ᠮᠥᠷᠳᠡᢉᠴᠢ ᠪᠣᠯᠤᠨ ᠡᠷᢈᠡ ᠪᠦᢈᠦᠢ ᠠᠯᠪᠠᠨ ᠲᠤᠰᠢᠶᠠᠯᠲᠠᠨ ᠨᠤᠭᠤᠳ ᠣᠷᠤᠯᠴᠠᠯᠠ᠃
ᠰᠤᠷᠭᠠᠯᠲᠠ ᠪᠠᠷ ᠵᠥᠷᠢᠴᠡᠯ ᠦ᠋ᠨ ᠪᠦᠷᠢᠳᢈᠡᠯ ᠮᠡᠳᠡᢉᠡᠯᠡᠯ ᠦ᠋ᠨ ᠨᠢᢉᠡᠳᠦᢉᠰᠡᠨ ᠰᠠᠩ ᠳ᠋ᠤ ᠵᠥᠷᠢᠴᠡᠯ ᠦ᠋ᠨ ᠭᠣᠮᠤᠳᠠᠯ ᠮᠡᠳᠡᢉᠡᠯᠡᠯ ᠢ᠋ ᢈᠡᠷᢈᠢᠨ ᠪᠦᠷᠢᠳᢈᠡᢈᠦ᠂ ᠠᠰᠢᠭᠯᠠᠬᠤ ᠲᠠᠯᠠᠭᠠᠷ ᠫᠷᠠᠻᠲ᠋ᠢᠭ ᠰᠤᠷᠭᠠᠯᠲᠠ ᠵᠣᢈᠢᠶᠠᠨ ᠪᠠᠶᠢᠭᠤᠯᠵᠤ᠂ ᠵᠥᠷᠢᠴᠡᠯ ᠦ᠋ᠨ ᠬᠠᠤᠯᠢ ᠲᠣᠭᠲᠠᠭᠠᠮᠵᠢ ᠶ᠋ᠢ ᢈᠡᠷᠡᢉᠵᠢᢉᠦᠯᢈᠦ ᠳ᠋ᠦ ᠠᠩᠬᠠᠷᠬᠤ ᠠᠰᠠᠭᠤᠳᠠᠯ ᠢ᠋ᠶᠠᠷ ᠮᠡᠳᠡᢉᠡᠯᠡᠯ ᠥᠷᠯᠦᢉᠡ᠃
ᠫᠷᠤᠻᠦᠷᠤᠷ ᠤ᠋ᠨ ᠪᠠᠶᠢᠭᠤᠯᠤᠯᠭᠠ ᠒᠐᠒᠕ ᠣᠨ ᠤ᠋ ᠐᠓ ᠳ᠋ᠤᠭᠠᠷ ᠰᠠᠷᠠ ᠶ᠋ᠢᠨ ᠑᠗-ᠨᠠᠭᠠᠰᠤ ᠒᠑-ᠨᠢᠢ ᠡᠳᠦᠷ ᠢ᠋ ᢈᠦᠷᠲᠡᠯᠡ ᠬᠤᠭᠤᠴᠠᠭᠠᠨ ᠳ᠋ᠤ ᠡᠷᠡᢉᠦᠦ ᠶ᠋ᠢᠨ ᠒᠗᠙ ᢈᠡᠷᠡᢉ ᠲᠦ ᠶᠠᠯᠠᠯᠠᠬᠤ ᠳ᠋ᠦᠩᠨᠡᠯᠲᠡ ᠦᠶᠢᠯᠡᠳᠦᠨ ᠰᠢᢉᠦᢈᠦ ᠳ᠋ᠦ ᠰᠢᠯᠵᠢᢉᠦᠯᠦᠯᠡ᠃
ᠨᠠᠯᠠᠶᠢᠬᠤ᠂ ᠪᠠᠭᠠᠬᠠᠩᠭᠠᠢ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ “Justice club”- ᠤ᠋ᠨ ᠰᠤᠷᠤᠭᠴᠢᠳ ᠲᠤ ᠫᠷᠣᠻᠦ᠋ᠷᠣᠷ ᠤ᠋ᠨ ᠪᠠᠶᠢᠭᠤᠯᠤᠯᠭᠠ ᠶ᠋ᠢᠨ ᠴᠢᢉ ᠡᢉᠦᠷᢉᠡ᠂ ᠦᠶᠢᠯᠡ ᠠᠵᠢᠯᠯᠠᠭᠠᠨ ᠤ᠋ ᠲᠠᠯᠠᠭᠠᠷ ᠪᠣᠯᠤᠨ “ᠰᠢᠳᠤᠷᠭᠤ ᠶᠣᠰᠤ” ᠰᠡᠳᠦᠪ ᠢ᠋ᠶᠡᠷ ᠮᠡᠳᠡᢉᠡᠯᠡᠯ ᠥᢉᠴᠦ᠂ ᠶᠠᠷᠢᠯᠴᠠᠭᠰᠠᠨ ᠪᠠᠶᠢᠨᠠ᠃
ᠤᠯᠤᠰ ᠤ᠋ᠨ ᢈᠡᠮᠵᠢᠶᠡᠨ ᠳ᠋ᠦ ᠒᠐᠒᠕ ᠣᠨ ᠤ᠋ ᠬᠣᠶᠠᠳᠤᠭᠠᠷ ᠰᠠᠷᠠ ᠶ᠋ᠢᠨ ᠪᠠᠶᠢᠳᠠᠯ ᠢ᠋ᠶᠠᠷ ᠒᠘᠔᠂᠓᠗᠙ ᠵᠥᠷᠢᠴᠡᠯ ᠦ᠋ᠨ ᢈᠡᠷᠡᢉ ᠪᠦᠷᠢᠳᢈᠡᢉᠳᠡᢉᠰᠡᠨ ᠨᠢ ᠨᠢᢉᠡ ᠰᠠᠷᠠ ᠲᠠᠢ ᠬᠠᠷᠢᠴᠠᠭᠤᠯᠬᠤ ᠳ᠋ᠤ ᠖᠂᠙ ᠬᠤᠪᠢ ᠪᠠᠷ ᠪᠠᠭᠤᠷᠠᠵᠡᠢ᠃
ᢈᠦᠮᠦᠨ ᠦ᠋ ᠠᠮᠢᠳᠤ ᠶᠠᠪᠤᠬᠤ ᠡᠷᢈᠡ ᠶ᠋ᠢᠨ ᠡᠰᠡᠷᢉᠦ ᠪᠣᠯᠤᠨ ᠡᠷᠡᢉᠦᠯ ᠮᠡᠨᠳᠦ᠂ ᠥᠮᠴᠢᠯᠡᢈᠦ ᠡᠷᢈᠡ ᠶ᠋ᠢᠨ ᠡᠰᠡᠷᢉᠦ᠂ ᠪᠡᠯᢉᠡ ᠶ᠋ᠢᠨ ᠡᠷᢈᠡ ᠴᠢᠯᠦᢉᠡ᠂ ᠬᠠᠯᠳᠠᠰᠢ ᠦᢉᠡᠢ ᠪᠠᠶᠢᠳᠠᠯ ᠤ᠋ᠨ ᠡᠰᠡᠷᢉᠦ᠂ ᢈᠡᠦᢈᠡᠳ ᠦ᠋ᠨ ᠡᠰᠡᠷᢉᠦ ᠵᠡᠷᢉᠡ ᢉᠡᠮᠲᠦ ᢈᠡᠷᠡᢉ ᠦ᠋ᠳ ᠦ᠋ᠨ ᠤᠯᠠᠮ ᠠ᠋ᠴᠠ ᢈᠦᠮᠦᠨ ᠦ᠋ ᠰᠡᠳᢈᠢᠴᠡ ᠳ᠋ᠦ ᠤᠴᠠᠷᠠᠭᠰᠠᠨ ᠬᠣᠣᠷ ᠤᠷᠰᠢᠭ ᠤ᠋ᠨ ᠵᠡᠷᢉᠡᠯᠡᠯ ᠢ᠋ ᠲᠣᠭᠲᠠᠭᠠᠵᠤ᠂ ᠳ᠋ᠦᠩᠨᠡᠯᠲᠡ ᠭᠠᠷᠭᠠᠵᠤ ᠪᠠᠶᠢᠨᠠ᠃
“ᠮᠡᠳᠡᢉᠦᠯᢉᠡ ᠠᠪᠬᠤ ᠥᠷᠦᢉᠡᠨ ᠳ᠋ᠦ ᠲᠠᠯᠪᠢᠭᠳᠠᠬᠤ ᠱᠠᠭᠠᠷᠳᠠᠯᠭᠠ”-ᠳ ᠨᠡᠶᠢᠴᠡᠵᠦ ᠪᠠᠶᠢᠭᠠ ᠡᠰᠡᢈᠦ ᠲᠡᠢ ᠲᠠᠨᠢᠯᠴᠠᠯᠠ᠃
ᠲᠥᠷᠦ᠂ ᠨᠡᠶᠢᠲᠡ ᠶ᠋ᠢᠨ ᠠᠰᠢᠭ ᠰᠣᠨᠢᠷᠬᠠᠯ ᠢ᠋ ᠬᠠᠮᠠᠭᠠᠯᠠᠬᠤ ᠳ᠋ᠤ ᠲᠥᠷᠦ ᠶ᠋ᠢᠨ ᠪᠠᠶᠢᠭᠤᠯᠤᠯᠭᠠ ᠶ᠋ᠢᠨ ᠣᠷᠤᠯᠴᠠᠭᠠ ᠰᠡᠳᠦᠪᠲᠦ ᢈᠡᠯᠡᠯᠴᠡᢉᠦᠯᢉᠡ ᠶ᠋ᠢ ᠵᠣᢈᠢᠶᠠᠨ ᠪᠠᠶᠢᠭᠤᠯᠤᠯᠠ᠃
ᠫᠷᠣᠻᠦ᠋ᠷᠣᠷ ᠤᠨ ᠪᠠᠶᠢᠭᠤᠯᠤᠯᠭᠠ ᠶ᠋ᠢᠨ ᠤᠳᠤᠷᠢᠳᠬᠤ ᠠᠵᠢᠯᠲᠠᠨ ᠤ ᠒᠐᠒᠕ ᠣᠨ ᠤ ᠨᠢᠭᠡᠳᠦᠭᠰᠡᠨ ᠵᠥᠪᠯᠡᠭᠡᠨ “ᠫᠷᠣᠻᠦ᠋ᠷᠣᠷ ᠤᠨ ᠴᠠᠬᠢᠮᠵᠢᠯᠲᠠ-ᠢᠯᠡ ᠲᠣᠳᠤ ᠪᠠᠶᠢᠳᠠᠯ” ᠰᠡᠳᠦᠪ ᠤᠨ ᠳᠣᠣᠷᠠ ᠵᠣᠬᠢᠶᠠᠨ ᠪᠠᠶᠢᠭᠤᠯᠤᠭᠳᠠᠯᠠ᠃
ᠮᠣᠩᠭᠣᠯ ᠤᠯᠤᠰ ᠤᠨ ᠶᠡᠷᠦᠩᠬᠡᠢ ᠫᠷᠣᠻᠦ᠋ᠷᠣᠷ ᠤᠨ ᠭᠠᠵᠠᠷ ᠤᠨ ᠲᠥᠯᠦᢉᠡᠯᠡᠯ ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭᠠᠨ ᠠᠴᠠ ᠵᠡᢉᠦᠨ ᠧᠦᠷᠤᠫᠠ᠂ᠲᠥᠪ ᠠᠽᠢ ᠶ᠋ᠢᠨ ᠪᠦᠰᠡ ᠶ᠋ᠢᠨ ᠑᠐ ᠳ᠋ᠠᠭᠢ ᠤᠳᠠᠭᠠ ᠶ᠋ᠢᠨ ᠪᠠᠭᠠ ᠬᠤᠷᠠᠯ ᠢ ᠵᠣᠬᠢᠶᠠᠨ ᠪᠠᠶᠢᠭᠤᠯᠬᠤ ᠣᠷᠤᠨ ᠢᠢᠠᠷ ᠰᠣᠩᠭᠤᠭᠳᠠᠭᠰᠠᠨ ᠲᠠᠢ ᠬᠣᠯᠪᠤᠭᠳᠠᠭᠤᠯᠤᠨ ᠣᠯᠠᠨ ᠤᠯᠤᠰ ᠤᠨ ᠫᠷᠣᠻᠦ᠋ᠷᠣᠷ ᠤᠳ ᠤᠨ ᠬᠣᠯᠪᠤᠭᠠᠨ ᠤ ᠤᠳᠤᠷᠢᠳᠤᠯᠭᠠ ᠨᠤᠭᠤᠳ ᠲᠠᠢ ᠴᠠᠬᠢᠮ ᠠᠭᠤᠯᠵᠠᠯᠲᠠ ᠭᠢᠯᠡ᠃